歌词塔 搜索歌曲

03_Chii Mini 心系与你歌词

作词 : 巴音孟克 Maj7_Music
作曲 : 巴音孟克 Maj7_Music
编曲 : 巴音孟克 Maj7_Music
ᠴᠢ ᠮᠢᠨᠤ
ᠦᠭᠡ᠄ ᠪᠠᠶᠠᠨᠮᠥᠩᠬᠡ ᠂ ᠪᠥᠬᠡᠪᠠᠲᠤ
ᠠᠶᠠᠯᠭᠤ᠄ ᠪᠠᠶᠠᠨᠮᠥᠩᠬᠡ
ᠬᠥᠭ᠍ᠵᠢᠮ ᠦᠨ ᠨᠠᠢᠢᠷᠠᠭᠤᠯᠤᠭ᠌ᠴᠢ᠄ ᠪᠠᠶᠠᠨᠮᠥᠩᠬᠡ

ᠤᠷᠠᠨ ᠰᠠᠢᠬᠠᠨ ᠪᠡᠶ᠎ᠡ ᠴᠢᠨᠢ ᠨᠠᠳᠠ ᠳᠤ ᠲᠠᠭᠠᠯᠠᠭᠳᠠᠵᠤ
ᠥᠩᠭᠡ ᠶᠢᠨ ᠴᠡᠴᠡᠭᠡᠰ ᠵᠢᠷᠦᠬᠡᠨ ᠳᠦ ᠳᠡᠯᠭᠡᠷᠡᠭᠡᠳ
ᠦ᠂᠂᠂ ᠡᠩᠬᠦᠷᠡᠢ ᠬᠠᠢᠷ᠎ᠠ ᠮᠢᠨᠢ
ᠤᠶᠠᠨ ᠵᠥᠭᠡᠯᠡᠨ ᠬᠠᠷᠠᠴᠠᠨ ᠳᠤ ᠴᠢᠨᠢ ᠪᠢ ᠲᠠᠲᠠᠭᠳᠠᠵᠤ
ᠤᠯᠠᠮ ᠤᠯᠠᠮ ᠡᠭᠡᠯᠢᠬᠡᠨ ᠰᠠᠨᠠᠭᠳᠠᠭᠠᠳ
ᠦ᠂᠂᠂  ᠦᠨᠡᠨ ᠬᠠᠢᠷ᠎ᠠ ᠮᠢᠨᠢ
ᠰᠥᠨᠢᠵᠢᠨ ᠵᠡᠭᠦᠳᠦᠯᠡᠵᠦ ᠯᠠ ᠬᠣᠨᠣᠭᠰᠠᠨ
ᠵᠢᠷᠦᠬᠡ ᠪᠡᠷ ᠬᠣᠯᠪᠣᠭ᠎ᠠ ᠨᠡᠢᠯᠡᠭ᠍ᠰᠡᠨ
ᠵᠦᠢᠷᠯᠡᠰᠢ ᠦᠭᠡᠢ ᠮᠡᠳᠡᠷᠡᠮᠵᠢ ᠮᠢᠨᠢ
ᠰᠠᠨᠠᠭ᠎ᠠ ᠪᠣᠳᠣᠯ ᠢ ᠡᠵᠡᠮᠳᠡᠭ᠍ᠰᠡᠨ
ᠬᠣᠯᠠ ᠶᠢᠨ ᠴᠢᠮ᠎ᠠ ᠤᠷᠤᠭᠤ ᠣᠳᠣᠭᠰᠠᠨ
ᠬᠤᠪᠢᠷᠠᠰᠢ ᠦᠭᠡᠢ ᠰᠡᠳᠬᠢᠯ ᠮᠢᠨᠢ
ᠴᠢ ᠮᠢᠨᠤ ᠂ ᠡᠩᠬᠦᠷᠡᠢ ᠬᠠᠢᠷ᠎ᠠ
ᠴᠢ ᠮᠢᠨᠤ ᠂ ᠦᠨᠡᠨ ᠬᠠᠢᠷ᠎ᠠ

ᠬᠣᠯᠠ ᠶᠢᠨ ᠲᠡᠷᠭᠡᠯ ᠰᠠᠷᠠ ᠰᠢᠭ᠋ ᠵᠢᠷᠦᠬᠡᠨ ᠳᠦ ᠬᠠᠷᠠᠭᠳᠠᠵᠤ
ᠬᠣᠨᠣᠭ ᠤᠨ ᠤᠷᠲᠤ ᠶᠢ ᠲᠤᠭᠤᠯᠤᠨ ᠰᠠᠨᠠᠭᠠᠯᠵᠠᠭᠠᠳ
ᠦ᠂᠂᠂ ᠵᠢᠷᠦᠬᠡᠨ ᠬᠠᠢᠷ᠎ᠠ ᠮᠢᠨᠢ
ᠦᠳᠡᠰᠢ ᠶᠢᠨ ᠨᠣᠢᠷ ᠤᠨ ᠵᠡᠭᠦᠳᠦᠨ ᠪᠣᠯᠵᠣᠭᠠᠨ ᠳᠤ ᠦᠵᠡᠭ᠍ᠳᠡᠭᠡᠳ
ᠦᠷ ᠦᠨ ᠭᠡᠭᠡᠨ ᠳᠦ ᠲᠠᠢᠪᠤᠤ ᠰᠡᠷᠡᠬᠦᠯᠡᠷ
ᠦ᠂᠂᠂ ᠵᠡᠭᠦᠳᠦᠨ ᠬᠠᠢᠷ᠎ᠠ ᠮᠢᠨᠢ
ᠰᠥᠨᠢᠵᠢᠨ ᠵᠡᠭᠦᠳᠦᠯᠡᠵᠦ ᠯᠠ ᠬᠣᠨᠣᠭᠰᠠᠨ
ᠵᠢᠷᠦᠬᠡ ᠪᠡᠷ ᠬᠣᠯᠪᠣᠭ᠎ᠠ ᠨᠡᠢᠯᠡᠭ᠍ᠰᠡᠨ
ᠵᠦᠢᠷᠯᠡᠰᠢ ᠦᠭᠡᠢ ᠮᠡᠳᠡᠷᠡᠮᠵᠢ ᠮᠢᠨᠢ
ᠰᠠᠨᠠᠭ᠎ᠠ ᠪᠣᠳᠣᠯ ᠢ ᠡᠵᠡᠮᠳᠡᠭ᠍ᠰᠡᠨ
ᠬᠣᠯᠠ ᠶᠢᠨ ᠴᠢᠮ᠎ᠠ ᠤᠷᠤᠭᠤ ᠣᠳᠣᠭᠰᠠᠨ
ᠬᠤᠪᠢᠷᠠᠰᠢ ᠦᠭᠡᠢ ᠰᠡᠳᠬᠢᠯ ᠮᠢᠨᠢ
ᠴᠢ ᠮᠢᠨᠤ ᠂ ᠵᠢᠷᠦᠬᠡᠨ ᠬᠠᠢᠷ᠎ᠠ
ᠴᠢ ᠮᠢᠨᠤ ᠂ ᠵᠡᠭᠦᠳᠦᠨ ᠬᠠᠢᠷ᠎ᠠ
ᠴᠢ ᠮᠢᠨᠤ ᠂ ᠵᠢᠷᠦᠬᠡᠨ ᠬᠠᠢᠷ᠎ᠠ
ᠴᠢ ᠮᠢᠨᠤ ᠂ ᠵᠡᠭᠦᠳᠦᠨ ᠬᠠᠢᠷ᠎ᠠ
更多>

巴音孟克 Maj7_Music最新专辑

更多>

巴音孟克 Maj7_Music最新歌曲