蒙古故乡歌词
ᠤᠷᠤᠰᠢᠨ ᠠᠮᠢᠳᠤᠷᠠᠬᠤ ᠤᠷᠤᠨ ᠭᠡᠷ ᠮᠢᠨᠢ
ᠤᠷᠤᠢ ᠶ᠋ᠢᠨ ᠰᠢᠳᠤᠭᠡᠨ ᠮᠦᠩᠬᠡ ᠲᠡᠭᠷᠢ ᠮᠢᠨᠢ
ᠰᠠᠨᠠᠵᠤ ᠬᠠᠷᠠᠮᠨᠠᠬᠤ ᠭᠠᠵᠠᠷ ᠤᠰᠤ ᠮᠢᠨᠢ
ᠰᠠᠯᠵᠤ ᠪᠤᠯᠤᠰᠢ ᠦᠭᠡᠢ ᠡᠬᠡ ᠤᠷᠤᠨ ᠮᠢᠨᠢ
ᠤᠯᠠᠨ ᠵᠠᠭᠤᠨ ᠣ ᠴᠠᠭᠠᠨ᠎ᠠ ᠡᠴᠠ ᠣᠷᠣᠰᠢᠨ ᠠᠮᠢᠳᠤᠷᠠᠵᠤ ᠢᠷᠡᠭᠰᠡᠨ
ᠣᠷᠴᠢᠯᠠᠩ ᠳᠡᠯᠡᠬᠡᠢ ᠶ᠋ᠢ ᠵᠠᠬᠢᠷᠤᠭᠰᠠᠨ ᠮᠣᠩᠭᠣᠯ ᠣᠨ ᠦᠯᠦᠭᠡᠢ
ᠮᠦᠩᠬᠡ ᠲᠡᠭᠷᠢ ᠶᠠᠭᠤ ᠪᠠᠨ ᠤᠷᠤᠢ ᠳᠡᠭᠡᠷ᠎ᠡ ᠪᠠᠨ ᠰᠢᠲᠦᠭᠰᠡᠭᠡᠷ
ᠮᠥᠷᠭᠥᠵᠦ ᠰᠥᠵᠢᠷᠡᠬᠦ ᠣᠪᠣᠭ᠎ᠠ ᠶᠠᠭᠤ ᠪᠠᠨ ᠳᠡᠭᠡᠳᠦᠯᠡᠨ ᠲᠠᠬᠢᠭᠰᠠᠭᠠᠷ
ᠬᠡᠨ ᠬᠦᠮᠦᠨ ᠢᠶ᠋ᠠᠷ ᠴᠦ ᠬᠥᠨᠳᠡᠭᠥᠯᠬᠥ ᠦᠭᠡᠢ ᠤᠩᠭᠤᠨ ᠳᠠᠷᠬᠠᠨ ᠶᠠᠩᠵᠦ ᠪᠠᠷ ᠨᠢ
ᠬᠡᠵᠢᠶ᠎ᠡ ᠡᠭᠦᠷᠢᠲᠡ ᠬᠣᠪᠢᠷᠠᠬᠣ ᠦᠭᠡᠢ ᠲᠡᠷᠡ ᠯᠠ ᠣᠨᠠᠭᠠᠨ ᠳᠥᠷᠬᠦ ᠪᠠᠷ ᠨᠢ
ᠦᠷ᠎ᠡ ᠬᠣᠢᠴᠢᠰ ᠳᠠᠭᠠᠨ ᠦᠯᠡᠳᠡᠭᠡᠵᠦ ᠦᠭᠭᠦᠭᠰᠡᠨ ᠶᠡᠬᠡᠰ ᠳᠡᠭᠡᠳᠤᠰ ᠣᠨ ᠵᠢᠷᠤᠮ ᠪᠢᠯᠡ
ᠦᠷᠭᠦᠯᠵᠢ ᠬᠠᠮᠠᠭᠠᠯᠠᠵᠤ ᠶᠠᠪᠤᠬᠤ ᠮᠢᠨᠢ ᠬᠦᠪᠡᠭᠦᠦᠳ ᠪᠢᠳᠡᠨ ᠣ ᠶᠣᠰᠣᠨ ᠪᠢᠯᠡ
ᠵᠠᠭᠤᠨ ᠵᠠᠭᠤᠨ ᠣ ᠴᠠᠭᠠᠨ᠎ᠠ ᠡᠴᠠ ᠬᠠᠢᠷᠠᠯᠠᠨ ᠦᠪᠯᠡᠵᠦ ᠢᠷᠡᠭᠰᠡᠨ
ᠵᠣᠷᠢᠭ ᠪᠣᠰᠣᠭ᠎ᠠ ᠡᠪᠦᠭᠡᠳ ᠣᠨ ᠮᠢᠨᠢ ᠤᠨᠠᠭᠰᠠᠨ ᠨᠤᠲᠤᠭ ᠡ