歌词塔 搜索歌曲

拜访歌词

歌手:杭盖 专辑:回到你身旁

作词 : 蒙古民歌
作曲 : 蒙古民歌
ᠠᠯᠤᠰ  ‍ᠤᠨ ᠭᠠᠵᠠᠷ ᠡᠷᠳᠡᠮ ᠰᠤᠷᠬᠤ ᠪᠡᠷ ᠬᠦᠷᠦᠭᠡᠳ ᠢᠷᠡᠬᠦ ᠳ᠋ᠡᠭᠡᠨ ᠪᠢ ᠴᠢᠨᠢ
ᠠᠵᠡᠢ ᠪᠤᠭᠤᠷᠤᠯ ᠠᠪᠤ ᠶ᠋ᠢ ᠪᠠᠨ ᠣᠷᠬᠢᠭᠠᠳ ᠭᠠᠷᠤᠯ᠎ᠠ ᠳ᠋ᠠ
ᠠᠨᠢᠰᠬᠠᠨ ᠳᠣᠣᠷ᠎ᠠ ᠪᠠᠨ ᠨᠢᠯᠪᠤᠰᠤ ᠮᠡᠯᠲᠡᠭᠡᠨᠡᠭᠦᠯᠦᠨ ᠤᠬᠢᠯᠠᠭᠠᠳ ᠬᠣᠴᠣᠷᠤᠭᠰᠠᠨ ᠠᠪᠤ ᠳ᠋ᠠᠭᠠᠨ
ᠠᠯᠠᠭ ᠴᠡᠴᠡᠭ ᠦ᠋ᠨ ᠡᠬᠢᠨ ᠦ᠌ ᠰᠠᠷ᠎ᠠ ᠳ᠋ᠠᠭᠠᠨ ᠣᠴᠢᠭᠠᠳ ᠵᠣᠯᠭᠠᠨ᠎ᠠ ᠳ᠋ᠠ
ᠠ ᠠ ᠠ ᠠ ᠠ
ᠣᠴᠢᠭᠠᠳ ᠵᠣᠯᠭᠠᠨ᠎ᠠ ᠳ᠋ᠠ

ᠬᠥᠮᠦᠨ ᠦ᠌ ᠭᠠᠵᠠᠷ ᠡᠷᠳᠡᠮ ᠰᠤᠷᠬᠤ ᠪᠠᠷ ᠬᠦᠷᠦᠭᠡᠳ ᠢᠷᠡᠬᠦ ᠳ᠋ᠡᠭᠡᠨ ᠪᠢ ᠴᠢᠨᠢ
ᠬᠥᠭᠰᠢᠨ ᠪᠤᠭᠤᠷᠤᠯ ᠡᠵᠢ ᠶ᠋ᠢ ᠪᠡᠨ ᠣᠷᠬᠢᠭᠠᠳ ᠭᠠᠷᠤᠯ᠎ᠠ ᠳ᠋ᠠ
ᠬᠥᠮᠦᠰᠭᠡᠨ ᠳᠣᠣᠷ᠎ᠠ ᠪᠠᠨ ᠨᠢᠯᠪᠤᠰᠤ ᠮᠡᠯᠲᠡᠭᠡᠨᠡᠭᠦᠯᠦᠨ ᠤᠬᠢᠯᠠᠭᠠᠳ ᠬᠣᠴᠣᠷᠤᠭᠰᠠᠨ ᠡᠵᠢ ᠳ᠋ᠡᠭᠡᠨ
ᠬᠥᠬᠦᠭᠡᠨ ᠳᠠᠭᠤᠨ ᠤ᠋ ᠡᠬᠢᠨ ᠦ᠌ ᠰᠠᠷ᠎ᠠ ᠳ᠋ᠠᠭᠠᠨ ᠣᠴᠢᠭᠠᠳ ᠵᠣᠯᠭᠠᠨ᠎ᠠ ᠳ᠋ᠠ
ᠠ ᠠ ᠠ ᠠ ᠠ
ᠣᠴᠢᠭᠠᠳ ᠵᠣᠯᠭᠠᠨ᠎ᠠ ᠳ᠋ᠠ

ᠬᠤᠯᠠ ᠶ᠋ᠢᠨ ᠭᠠᠵᠠᠷ ᠡᠷᠳᠡᠮ ᠰᠤᠷᠬᠤ ᠪᠠᠷ ᠬᠦᠷᠦᠭᠡᠳ ᠢᠷᠡᠬᠦ ᠳ᠋ᠡᠭᠡᠨ ᠪᠢ ᠴᠢᠨᠢ
ᠬᠣᠷᠸ᠋᠎ᠠ ᠳ᠋ᠤ᠌ ᠭᠠᠭᠴᠠᠬᠠᠨ ᠨᠤᠲᠤᠭ ᠤᠰᠤ ᠪᠠᠨ ᠣᠷᠬᠢᠭᠠᠳ ᠭᠠᠷᠤᠯ᠎ᠠ ᠳ᠋ᠠ
ᠬᠣᠯᠪᠣᠭ᠎ᠠ ᠨᠠᠭᠤᠷ ‍ᠤᠨ ᠴᠡᠩᠬᠡᠷ ᠮᠡᠯᠮᠡᠢ ᠳ᠋ᠦ᠍ ᠴᠠᠩᠳᠠᠭᠠᠳ ᠬᠣᠴᠣᠷᠤᠭᠰᠠᠨ ᠨᠤᠲᠤᠭ ᠲᠠᠭᠠᠨ
ᠬᠤᠷ᠎ᠠ ᠲᠠᠢ ᠵᠤᠨ ᠤ᠋ ᠡᠬᠢᠨ ᠦ᠌ ᠰᠠᠷ᠎ᠠ ᠳ᠋ᠠᠭᠠᠨ ᠣᠴᠢᠭᠠᠳ ᠵᠣᠯᠭᠠᠨ᠎ᠠ ᠳ᠋ᠠ
ᠠ ᠠ ᠠ ᠠ ᠠ
ᠣᠴᠢᠭᠠᠳ ᠵᠣᠯᠭᠠᠨ᠎ᠠ
ᠠ ᠠ ᠠ ᠠ ᠠ
ᠣᠴᠢᠭᠠᠳ ᠵᠣᠯᠭᠠᠨ᠎ᠠ ᠳ᠋ᠠ
ᠣᠴᠢᠭᠠᠳ ᠵᠣᠯᠭᠠᠨ᠎ᠠ ᠳ᠋ᠠ
ᠣᠴᠢᠭᠠᠳ ᠵᠣᠯᠭᠠᠨ᠎ᠠ ᠳ᠋ᠠ
更多>

杭盖最新专辑

更多>

杭盖最新歌曲