歌词塔 搜索歌曲

Ahadu歌词

歌手:K-AN 专辑:K-AN

作词 : K-AN(Tiza)
作曲 : hiphop int
TIZA:
ᠪᠣᠳᠣᠭᠳᠠᠯ᠎ᠠ ᠠᠬ᠎ᠠ ᠳᠡᠭᠦᠦ ᠬᠡᠳᠦᠭᠦᠯ᠎ᠡ ᠬᠠᠮᠲᠦ ᠪᠠᠢᠭᠰᠠᠨ ᠡᠳᠦᠷ ᠬᠣᠨᠤᠭ
ᠰᠠᠨᠠᠭᠳᠠᠯ᠎ᠠ ᠠᠬ᠎ᠠ ᠳᠡᠭᠦᠦ ᠪᠢᠳᠠᠨ ᠤ ᠴᠤᠭ ᠢᠶᠠᠷ ᠡᠯᠢᠶᠡᠭᠰᠡᠨ ᠴᠠᠭ ᠮᠦᠴᠡ
ᠡᠨᠡ ᠪᠦᠬᠦᠨ ᠢ ᠡᠷᠭᠢᠵᠦ ᠪᠣᠳᠤᠬᠤ ᠳ᠋ᠦ ᠳᠠᠬᠢᠨ ᠢᠷᠡᠬᠦ ᠦᠭᠡᠢ ᠳᠤᠷᠠᠰᠤᠮᠵᠢ ᠪᠠᠢᠭᠰᠠᠨ
ᠡᠨᠡ ᠳᠠᠭᠤᠤ ᠪᠠᠷ ᠳᠠᠮᠵᠢᠭᠤᠯᠤᠨ ᠠᠬ᠎ᠠ ᠳᠡᠭᠦᠦ ᠪᠡᠨ ᠳᠠᠭᠤᠯᠠᠶ᠎ᠠ
ᠭᠤᠷᠪᠠ ᠲᠦᠷᠪᠡᠨ ᠭᠤᠳᠤᠮᠵᠢ ᠪᠠᠷ ᠯᠠ ᠳᠦᠷᠪᠡ ᠲᠠᠪᠤᠭᠤᠯᠠ ᠶᠠᠳᠠᠭᠤᠷᠠᠵᠤ ᠶᠠᠪᠤᠭᠰᠠᠨ
ᠣᠯᠣᠭᠰᠠᠨ ᠬᠡᠳᠦᠨ ᠵᠣᠭᠣᠰ ᠢᠶᠠᠷ ᠢᠶᠠᠨ ᠠᠳᠠᠭ ᠤᠨ ᠲᠠᠮᠠᠬᠢ ᠲᠠᠲᠠᠳᠠᠭ
ᠠᠮᠠᠷᠠᠯᠲᠠ ᠪᠤᠯᠠᠬᠤ ᠶᠢᠨ ᠠᠯᠳᠠ ᠪᠠᠷ᠂ ᠠᠪᠤ ᠶᠢᠨ ᠦᠭᠭᠦᠭᠰᠡᠨ ᠮᠦᠩᠭᠦ ᠪᠡᠷ
ᠠᠷᠢᠬᠢ ᠠᠪᠴᠤ ᠨᠢᠭᠡᠨ ᠢ ᠪᠡᠨ ᠰᠤᠭᠳᠤᠭᠤᠵᠤ ᠱᠣᠣᠯᠠᠵᠤ ᠨᠠᠭᠠᠳᠤᠳᠠᠭ
ᠳᠤᠭᠤᠢ ᠬᠡᠥᠬᠡᠳ ᠦᠨ ᠳᠤᠬᠤ ᠶᠢ ᠨᠢ ᠠᠯᠠᠭᠳᠠᠨ ᠲᠤᠮᠤ ᠠᠬ᠎ᠠ ᠳ᠋ᠦ ᠨᠢ ᠳᠠᠭᠤᠳᠠᠭᠳᠠᠨ
ᠲᠣᠭᠤᠰᠤ ᠳᠠᠲᠠᠭᠤᠯᠤᠨ ᠭᠦᠶᠦᠳᠡᠭ ᠪᠢᠳᠠᠨ ᠤ ᠬᠡᠳᠦᠭᠦᠯᠡ
ᠳᠦᠷᠰᠦ ᠦᠭᠡᠢ ᠲᠣᠮᠤᠭ᠎ᠠ ᠦᠭᠡᠢ ᠶᠠᠪᠤᠭᠰᠠᠨ ᠤᠳᠠᠭ᠎ᠠ ᠪᠢᠳᠠᠨ ᠳ᠋ᠦ ᠣᠯᠠᠨ ᠴᠤ
ᠲᠦᠭᠡᠷᠡᠵᠦ᠂ ᠪᠠᠯᠠᠷᠠᠵᠤ᠂ ᠬᠠᠷᠠᠯᠠᠵᠤ ᠶᠠᠪᠤᠭᠰᠠᠨ ᠴᠤ ᠲᠡᠷᠡ ᠦᠶ᠎ᠡ ᠮᠢᠨᠢ ᠰᠠᠢᠬᠠᠨ
ᠣᠩᠭᠢᠶ᠎ᠠ ᠳᠣᠩᠭᠢᠶ᠎ᠠ ᠰᠣᠯᠢᠶ᠎ᠠ ᠶᠠᠪᠤᠭᠰᠠᠨ ᠲᠡᠳᠡᠭᠡᠷ ᠴᠠᠭ ᠦᠶ᠎ᠡ ᠣᠳ
ᠣᠳᠤᠨ ᠨᠢᠰᠦᠭᠡ ᠰᠢᠪᠠᠭᠤ ᠰᠢᠭ᠋ ᠨᠠᠳᠠ ᠡᠴᠠ ᠬᠤᠯᠠᠳᠠᠨ ᠶᠠᠪᠤᠯ᠎ᠠ
ᠤᠷᠤᠭᠰᠢ ᠡᠷᠬᠢᠬᠦ ᠣᠨ ᠤ ᠬᠦᠷᠳᠦ ᠬᠡᠳᠦᠢ ᠲᠦᠷᠭᠡᠨ ᠪᠠᠢᠭᠰᠠᠨ ᠴᠤ
ᠤᠤᠭᠠᠨ ᠬᠡᠳᠦᠨ ᠠᠨᠳᠠ ᠪᠠᠨ ᠬᠡᠵᠢᠶ᠎ᠡ ᠴᠤ ᠮᠠᠷᠲᠠᠵᠤ ᠴᠢᠳᠠᠬᠤ ᠦᠭᠡᠢ
ᠵᠠ ᠪᠣᠯᠢᠶ᠎ᠠ᠂ ᠵᠣᠳᠣᠭᠠᠨ ᠳ᠋ᠦ ᠲᠤᠷᠠᠲᠠᠢ ᠲᠡᠷᠡ ᠴᠢᠨᠢ ᠣᠳᠤ ᠬᠠᠮᠢᠭ᠎ᠠ ᠶᠠᠪᠤᠭᠰᠠᠨ
ᠬᠦᠮᠦᠨ ᠦ ᠭᠠᠵᠠᠷ ᠬᠦᠨᠳᠦᠯᠡᠨ ᠨᠤᠲᠤᠭ ᠲᠤ ᠬᠦᠮᠦᠨ ᠢᠶᠡᠨ ᠠᠪᠴᠤ ᠶᠠᠪᠤᠭ᠎ᠠ ᠢᠥ
ᠬᠦᠴᠢᠷ ᠲᠦᠪᠡᠭ ᠲᠠᠭᠠᠷᠠᠵᠤ ᠪᠠᠢᠪᠠᠯ᠂ ᠠᠬ᠎ᠠ ᠳᠡᠭᠦᠦ ᠨᠢ ᠡᠨᠳᠡ ᠪᠢ ᠳᠠᠭᠠᠭᠠᠵᠤ ᠴᠢᠳᠠᠨ᠎ᠠ
ᠠᠷᠢᠬᠢᠨ ᠰᠢᠷᠡᠭᠡᠨ ᠦ ᠠᠨᠳᠠ ᠪᠢᠰᠢ ᠡᠴᠠ ᠠᠮᠢ ᠴᠦᠯᠦᠨ ᠳᠤᠰᠣᠯᠠᠨ᠎ᠠ
ᠲᠡᠢᠮᠦ︕ ᠠᠯᠠᠭᠬᠠᠨ ᠬᠣᠷᠸ᠎ᠠ ᠶᠢᠨ ᠵᠠᠢ ᠳ᠋ᠦ ᠠᠨᠳᠠ ᠡᠴᠠ ᠦᠭᠡᠷ᠎ᠡ ᠬᠡᠨ ᠲᠦᠰᠢᠭ ᠪᠣᠢ
ᠠᠬ᠎ᠠ ᠳᠡᠭᠦᠦ ᠶᠢᠨ ᠠᠨᠳᠠᠭᠠᠢᠯᠠᠭᠰᠠᠨ ᠦᠭᠡ ᠪᠣᠳᠣᠭᠳᠠᠨ᠎ᠠ
ᠲᠡᠢᠮᠦ︕ ᠳᠠᠯᠳᠠᠭᠬᠠᠨ ᠬᠣᠷᠸ᠎ᠠ ᠶᠢᠨ ᠵᠠᠢ ᠳ᠋ᠦ ᠠᠨᠳᠠ ᠡᠴᠠ ᠦᠭᠡᠷ᠎ᠡ ᠬᠡᠨ ᠳ᠋ᠦ ᠢᠲᠡᠭᠡ ᠪᠣᠢ
ᠵᠦᠪᠬᠡᠨ ᠠᠨᠳᠠ ᠳᠠᠭᠠᠨ
ᠠᠯᠢᠪᠠ ᠠᠬ᠎ᠠ ᠳᠡᠭᠦᠦ ᠪᠡᠨ ᠪᠢ ᠠᠷᠢᠬᠢᠨ ᠯᠣᠩᠬᠤ ᠡᠴᠠ ᠬᠠᠢᠭ᠎ᠠ ᠦᠭᠡᠢ
ᠠᠮᠢᠨᠴᠢᠷᠠᠵᠤ ᠶᠠᠪᠤᠬᠤ ᠶᠢᠨ ᠲᠦᠯᠦᠭᠡ ᠠᠨᠳᠠ ᠪᠤᠯᠵᠤ ᠶᠠᠪᠤᠭ᠎ᠠ ᠦᠭᠡᠢ
ᠠᠯᠠᠭ᠎ᠠ ᠳᠡᠯᠭᠡᠨ ᠴᠢᠷᠠᠢ ᠦᠵᠡᠨ ᠠᠳᠢᠰ ᠭᠤᠶᠤᠬᠤ ᠶᠢ ᠪᠣᠳᠤᠭ᠎ᠠ ᠦᠭᠡᠢ
ᠠᠯᠲᠠ ᠮᠦᠩᠭᠦ ᠪᠡᠷ ᠬᠠᠭᠤᠷᠴᠤ ᠮᠡᠬᠡᠯᠡᠵᠤ ᠠᠬ᠎ᠠ ᠳᠡᠭᠦᠦ ᠪᠤᠯᠠᠬᠤ ᠶᠢ ᠬᠦᠰᠡᠭᠡ ᠦᠭᠡᠢ
ᠨᠠᠮ᠎ᠠ ᠶᠢ ᠴᠢᠮ᠎ᠠ ᠶᠢ ᠠᠭᠤᠰᠬᠠᠨ ᠶᠠᠪᠤᠭ᠎ᠠ ᠨᠡᠢᠭᠡᠮ ᠦᠨ ᠬᠠᠲᠠᠭᠤ ᠲᠣᠭᠯᠠᠭᠠᠮ ᠤᠨ ᠳᠤᠮᠳᠠ
ᠨᠠᠢᠭᠠᠨ ᠬᠦᠳᠡᠯᠦᠭᠡ ᠢᠲᠡᠭᠡᠯ ᠵᠣᠷᠢᠭ ᠬᠡᠨ ᠳ᠋ᠦ ᠴᠤ ᠪᠠᠢᠭ᠎ᠠ ᠪᠠᠢᠯᠭᠦᠢ
ᠬᠦᠷᠡᠩ ᠪᠠᠷᠠᠭᠠᠨ ᠬᠣᠷᠸ᠎ᠠ ᠶᠢᠨ ᠵᠢᠩᠬᠢᠨᠢ ᠳᠦᠷᠢ ᠶᠢ ᠦᠵᠡᠨ ᠭᠠᠷᠬᠤ ᠳ᠋ᠦ
ᠬᠦᠮᠦᠨ ᠴᠢᠨᠠᠷ ᠤᠨ ᠦᠨ᠎ᠡ ᠴᠡᠨ᠎ᠡ ᠪᠢᠳᠠᠨ ᠤ ᠰᠡᠳᠬᠢᠯ ᠳ᠋ᠦ ᠬᠦᠩᠭᠡᠷᠡᠭᠡ ᠢᠥ
ᠶᠠᠪᠤᠭᠠᠨ ᠶᠠᠪᠤᠭᠠᠨ ᠳᠠᠭᠠᠨ ᠮᠡᠳᠡᠳᠡᠭ ᠬᠦᠮᠦᠨ ᠬᠦᠮᠦᠨ ᠦ ᠰᠡᠳᠬᠢᠯ
ᠤᠳᠠᠭᠠᠨ ᠤᠳᠠᠭᠠᠨ ᠳᠠᠭᠠᠨ ᠪᠦᠷ ᠮᠢᠨᠤ ᠨᠢᠳᠤᠨ ᠡᠴᠠ ᠰᠢᠭᠰᠢᠭᠳᠡᠨ᠎ᠡ
ᠨᠠᠮ᠎ᠠ ᠶᠢ ᠬᠠᠷᠠᠭᠠᠳ ᠴᠢᠮ᠎ᠠ ᠶᠢ ᠮᠡᠳᠡᠳᠡᠭ ᠪᠤᠭᠤᠷᠤᠯ ᠤᠨ ᠠᠷᠢᠭᠤᠨ ᠰᠤᠷᠭᠠᠯ ᠢ
ᠦᠭᠦᠷᠵᠢ ᠴᠭᠡᠵᠢᠨ ᠳᠡᠭᠡᠨ ᠲᠡᠭᠡᠭᠡᠵᠦ ᠤᠬᠠᠭᠠᠷᠠᠵᠤ ᠮᠡᠳᠡᠷᠡᠵᠦ ᠶᠠᠪᠤᠶ᠎ᠠ
ᠡᠳᠦ ᠡᠴᠠ ᠡᠳᠦᠷ ᠲᠣᠮᠤᠭᠠᠵᠢᠭᠠᠳ ᠪᠠᠢᠯ᠎ᠠ᠂ ᠴᠠᠢᠯᠭᠠᠨ ᠰᠡᠳᠬᠢᠯ ᠵᠢᠵᠢᠭᠷᠡᠭᠡᠳ ᠪᠠᠢᠯ᠎ᠠ
ᠴᠠᠭᠠᠰᠤ ᠰᠢᠭ᠋ ᠴᠠᠭᠠᠨ ᠠᠷᠢᠭᠤᠬᠠᠨ ᠰᠡᠳᠬᠢᠯ ᠶᠠᠭᠠᠬᠢᠭᠠᠳ ᠪᠤᠳᠣᠭ ᠢᠶᠠᠷ ᠳᠦᠭᠦᠷᠡᠩ ᠪᠣᠢ
ᠬᠢᠯᠭᠠᠰᠤᠨ ᠳᠡᠭᠡᠷ᠎ᠡ ᠠᠯᠬᠤᠬᠤ ᠠᠮᠢᠳᠤᠷᠠᠯ ᠤᠨ ᠵᠠᠮ ᠮᠦᠷ ᠲᠦ
ᠤᠬᠠᠭᠠᠨ ᠪᠣᠳᠤᠯ ᠢᠶᠠᠨ ᠠᠯᠳᠠᠵᠤ᠂ ᠬᠦᠯ ᠠᠯᠳᠠᠵᠤ ᠶᠠᠪᠤᠭ᠎ᠠ ᠢᠥ
ᠲᠡᠢᠮᠦ︕ ᠠᠯᠠᠭᠬᠠᠨ ᠬᠣᠷᠸ᠎ᠠ ᠶᠢᠨ ᠵᠠᠢ ᠳ᠋ᠦ ᠠᠨᠳᠠ ᠡᠴᠠ ᠦᠭᠡᠷ᠎ᠡ ᠬᠡᠨ ᠲᠦᠰᠢᠭ ᠪᠣᠢ
ᠠᠬ᠎ᠠ ᠳᠡᠭᠦᠦ ᠶᠢᠨ ᠠᠨᠳᠠᠭᠠᠢᠯᠠᠭᠰᠠᠨ ᠦᠭᠡ ᠪᠣᠳᠣᠭᠳᠠᠨ᠎ᠠ
ᠲᠡᠢᠮᠦ︕ ᠳᠠᠯᠳᠠᠭᠬᠠᠨ ᠬᠣᠷᠸ᠎ᠠ ᠶᠢᠨ ᠵᠠᠢ ᠳ᠋ᠦ ᠠᠨᠳᠠ ᠡᠴᠠ ᠦᠭᠡᠷ᠎ᠡ ᠬᠡᠨ ᠳ᠋ᠦ ᠢᠲᠡᠭᠡ ᠪᠣᠢ
ᠵᠦᠪᠬᠡᠨ ᠠᠨᠳᠠ ᠳᠠᠭᠠᠨ
ᠠᠷᠭ᠎ᠠ ᠮᠤᠬᠤᠷᠳᠠᠵᠠᠢ ᠶᠠᠪᠤᠬᠤ ᠳ᠋ᠦ ᠠᠨᠳᠠ ᠮᠢᠨᠢ ᠨᠠᠮ᠎ᠠ ᠶᠢ ᠮᠠᠷᠲᠠᠭ᠎ᠠ ᠦᠭᠡᠢ
ᠠᠯᠳᠠᠭ᠎ᠠ ᠣᠨᠤᠭ᠎ᠠ ᠲᠠᠢ ᠶᠠᠪᠤᠬᠤ ᠳ᠋ᠦ ᠠᠷᠤ ᠳ᠋ᠦ ᠪᠡᠨ ᠪᠠᠰᠠ ᠣᠷᠬᠢᠭ᠎ᠠ ᠦᠭᠡᠢ
ᠠᠷᠭ᠎ᠠ ᠮᠤᠬᠤᠷᠳᠠᠵᠠᠢ ᠶᠠᠪᠤᠬᠤ ᠳ᠋ᠦ ᠠᠨᠳᠠ ᠮᠢᠨᠢ ᠨᠠᠮ᠎ᠠ ᠶᠢ ᠮᠠᠷᠲᠠᠭ᠎ᠠ ᠦᠭᠡᠢ
ᠲᠡᠢᠮᠦ︕ ᠠᠯᠠᠭᠬᠠᠨ ᠬᠣᠷᠸ᠎ᠠ ᠶᠢᠨ ᠵᠠᠢ ᠳ᠋ᠦ ᠠᠨᠳᠠ ᠡᠴᠠ ᠦᠭᠡᠷ᠎ᠡ ᠬᠡᠨ ᠲᠦᠰᠢᠭ ᠪᠣᠢ
ᠠᠬ᠎ᠠ ᠳᠡᠭᠦᠦ ᠶᠢᠨ ᠠᠨᠳᠠᠭᠠᠢᠯᠠᠭᠰᠠᠨ ᠦᠭᠡ ᠪᠣᠳᠣᠭᠳᠠᠨ᠎ᠠ
ᠲᠡᠢᠮᠦ︕ ᠳᠠᠯᠳᠠᠭᠬᠠᠨ ᠬᠣᠷᠸ᠎ᠠ ᠶᠢᠨ ᠵᠠᠢ ᠳ᠋ᠦ ᠠᠨᠳᠠ ᠡᠴᠠ ᠦᠭᠡᠷ᠎ᠡ ᠬᠡᠨ ᠳ᠋ᠦ ᠢᠲᠡᠭᠡ ᠪᠣᠢ
ᠵᠦᠪᠬᠡᠨ ᠠᠨᠳᠠ ᠳᠠᠭᠠᠨ
ᠲᠡᠢᠮᠦ︕ ᠠᠯᠠᠭᠬᠠᠨ ᠬᠣᠷᠸ᠎ᠠ ᠶᠢᠨ ᠵᠠᠢ ᠳ᠋ᠦ ᠠᠨᠳᠠ ᠡᠴᠠ ᠦᠭᠡᠷ᠎ᠡ ᠬᠡᠨ ᠲᠦᠰᠢᠭ ᠪᠣᠢ
ᠠᠬ᠎ᠠ ᠳᠡᠭᠦᠦ ᠶᠢᠨ ᠠᠨᠳᠠᠭᠠᠢᠯᠠᠭᠰᠠᠨ ᠦᠭᠡ ᠪᠣᠳᠣᠭᠳᠠᠨ᠎ᠠ
ᠲᠡᠢᠮᠦ︕ ᠳᠠᠯᠳᠠᠭᠬᠠᠨ ᠬᠣᠷᠸ᠎ᠠ ᠶᠢᠨ ᠵᠠᠢ ᠳ᠋ᠦ ᠠᠨᠳᠠ ᠡᠴᠠ ᠦᠭᠡᠷ᠎ᠡ ᠬᠡᠨ ᠳ᠋ᠦ ᠢᠲᠡᠭᠡ ᠪᠣᠢ
ᠵᠦᠪᠬᠡᠨ ᠠᠨᠳᠠ ᠳᠠᠭᠠᠨ
更多>

K-AN最新专辑

更多>

K-AN最新歌曲