歌词塔 搜索歌曲

Nuqihan setgel in ug歌词

歌手:K-AN 专辑:K-AN

作词 : K-AN
作曲 : hiphop int
SANG:
ᠬᠦᠮᠦᠨ ᠵᠤᠨ ᠤ ᠤᠷᠤᠰᠬᠠᠯ ᠳᠤᠮᠳᠠ ᠬᠤᠷᠸ᠎ᠠ ᠨᠠᠮ᠎ᠠ ᠶᠢ ᠴᠢᠮ᠎ᠠ ᠲᠠᠢ ᠤᠴᠠᠷᠠᠭᠤᠯᠤᠯ᠎ᠠ
ᠵᠠᠭᠤᠷᠠᠳᠠ ᠶᠢᠨ ᠡᠨᠡᠬᠡᠨ ᠠᠮᠢᠳᠤᠷᠠᠯ ᠳ᠋ᠦ ᠪᠢ ᠵᠦᠪᠬᠡᠨ ᠴᠢᠮ᠎ᠠ ᠳ᠋ᠦ ᠪᠡᠨ ᠲᠤᠷᠠᠯᠠᠵᠠᠢ᠂
ᠬᠠᠷᠠᠴᠠ ᠲᠤᠯᠭᠠᠷᠠᠭᠰᠠᠨ ᠲᠡᠷᠡ ᠮᠦᠴᠡ ᠬᠠᠢᠯᠭᠠᠨ ᠰᠡᠳᠬᠢᠯ᠂ ᠴᠠᠢᠯᠭᠠᠨ ᠵᠠᠩ ᠳ᠋ᠦ ᠴᠢᠨᠢ
ᠲᠡᠩᠳᠡᠭᠦᠦ ᠪᠢ ᠰᠣᠭᠲᠤᠭᠤᠷᠤᠯ᠎ᠠ᠂ ᠪᠢ ᠴᠢᠨᠢ ᠴᠢᠮ᠎ᠠ ᠳ᠋ᠦ ᠪᠡᠨ ᠬᠠᠢᠷᠠᠲᠠᠢ
ᠭᠡᠬᠦ ᠳᠡᠭᠡᠨ ᠡᠳᠡᠭᠡᠷ ᠵᠦᠢᠯᠡᠰ ᠢ ᠴᠢᠮ᠎ᠠ ᠳ᠋ᠦ ᠶᠠᠷᠢᠬᠤ ᠵᠣᠷᠢᠭ ᠦᠭᠡᠢ
ᠴᠢᠮ᠎ᠠ ᠲᠠᠢ ᠬᠠᠷᠠᠴᠠ ᠮᠦᠷᠭᠦᠯᠳᠡᠪᠡᠯ ᠬᠠᠮᠤᠭ ᠵᠦᠢᠯᠡᠰ ᠮᠠᠷᠳᠠᠭᠳᠠᠨ
ᠴᠢᠮ᠎ᠠ ᠲᠠᠢ ᠤᠴᠠᠷᠠᠭᠰᠠᠨ ᠪᠣᠯ ᠠᠮᠢᠳᠤᠷᠠᠯ ᠤᠨ ᠬᠠᠮᠤᠭ ᠲᠣᠮᠤ ᠪᠡᠯᠡᠭ
ᠴᠢᠮ᠎ᠠ ᠶᠢ ᠪᠣᠳᠤᠬᠤ ᠪᠦᠷᠢ ᠰᠡᠳᠬᠢᠯ ᠮᠢᠨᠢ ᠪᠠᠶᠠᠰᠤᠭᠠᠳ
ᠪᠣᠷᠤᠭᠠᠨ ᠱᠠᠭᠠᠵᠤ ᠬᠠᠯᠠᠭᠤᠨ ᠤᠨᠠᠭᠰᠠᠨ ᠴᠤ ᠪᠤᠷᠤᠬᠠᠨ ᠵᠢᠷᠦᠬᠡ ᠴᠢᠮ᠎ᠠ ᠤᠷᠤᠭᠤ
ᠴᠢᠨᠤ ᠬᠠᠢᠷᠠᠲᠠᠢ ᠵᠦᠢᠯᠡᠰ ᠪᠦᠬᠦᠨ ᠳ᠋ᠦ ᠪᠢ ᠳᠤᠷᠠᠳᠠᠢ᠂
ᠴᠢᠨᠤ ᠢᠨᠢᠶᠡᠳᠦ ᠮᠢᠨᠤ ᠬᠠᠢᠷ᠎ᠠ ᠶᠢ ᠲᠠᠲᠠᠭᠰᠠᠨ᠂ ᠮᠢᠨᠤ ᠬᠠᠢᠷ᠎ᠠ ᠵᠦᠪᠬᠡᠨ ᠴᠢᠮ᠎ᠠ ᠳ᠋ᠦ ᠪᠡᠨ ᠰᠢᠤ᠂
TIZA:
ᠬᠠᠷᠠᠴᠠ ᠶᠢ ᠪᠤᠯᠢᠶᠠᠭᠰᠠᠨ ᠲᠡᠷᠡᠬᠡᠨ ᠮᠦᠴᠡ ᠡᠴᠠ ᠬᠠᠢᠷ᠎ᠠ ᠶᠢ ᠲᠠᠲᠠᠭᠰᠠᠨ ᠳ᠋ᠠ ᠴᠢ
ᠬᠠᠢᠯᠭᠠᠨ ᠴᠠᠢᠯᠭᠠᠨ ᠢᠶ᠋ᠢᠶᠡᠳᠦ ᠪᠠᠷ ᠢᠶᠡᠨ ᠬᠠᠳᠠᠨ ᠵᠢᠷᠦᠬᠡ ᠶᠢ ᠠᠭᠤᠰᠬ᠎ᠠ
ᠬᠠᠷᠠᠭᠰᠠᠨ᠂ ᠰᠠᠨᠠᠭᠰᠠᠨ᠂ ᠳᠤᠷᠠᠯᠠᠭᠰᠠᠨ ᠮᠢᠨᠤ ᠰᠡᠳᠬᠢᠯ
ᠬᠠᠭᠠᠨ ᠲᠡᠭᠷᠢ ᠶᠢᠨ ᠦᠬᠢᠨ ᠴᠢᠮ᠎ᠠ ᠳ᠋ᠦ ᠦᠭᠬᠦ ᠶᠢ ᠮᠢᠨᠢ ᠵᠦᠪᠰᠢᠶᠡᠷᠢ
ᠰᠠᠭᠠᠭᠠᠲᠠᠨ ᠦᠨᠵᠢᠨ ᠶᠠᠭ ᠲᠡᠷᠡ ᠴᠠᠭ ᠲᠤ᠂ ᠰᠠᠷᠠᠨ ᠲᠤᠶᠠᠭ᠎ᠠ ᠴᠢᠮ᠎ᠠ ᠳ᠋ᠦ ᠲᠣᠰᠬᠤ ᠳ᠋ᠦ
ᠰᠢᠨᠡᠬᠡᠨ ᠨᠠᠷᠠᠨ ᠤ ᠰᠢᠷᠢᠰ ᠭᠡᠷᠡᠯ ᠰᠡᠮᠡᠭᠡᠷ ᠨᠠᠮ᠎ᠠ ᠶᠢ ᠭᠡᠷᠡᠯᠳᠡᠭᠦᠯᠵᠦ
ᠴᠠᠭ ᠢ ᠮᠠᠷᠳᠠᠨ ᠡᠳᠦᠷ ᠢ ᠤᠷᠬᠢᠨ ᠴᠢᠮ᠎ᠠ ᠶᠢ ᠪᠤᠳᠤᠳᠠᠭ ᠪᠤᠯᠤᠭᠰᠠᠨ
ᠬᠠᠷᠠᠬᠤ ᠪᠤᠯᠭᠠᠨ ᠠᠭᠤᠯᠵᠠᠬᠤ ᠪᠦᠷᠢ ᠴᠢᠮ᠎ᠠ ᠳ᠋ᠦ ᠬᠣᠷᠣᠭᠳᠠᠬᠤ ᠪᠤᠯᠤᠭᠰᠠᠨ
SANG:
ᠠᠩᠬ᠎ᠠ ᠤᠴᠠᠷᠠᠭᠰᠠᠨ ᠲᠡᠷᠡ ᠡᠳᠦᠷ ᠡᠴᠠ ᠬᠣᠢᠰᠢ
ᠠᠷᠢᠭᠤᠨ ᠬᠠᠢᠷ᠎ᠠ ᠶᠢᠨ ᠡᠵᠡᠨ ᠮᠢᠨᠢ ᠴᠢᠨᠤ ᠪᠣᠯᠤᠭᠰᠠᠨ
ᠠᠯᠠᠭ ᠨᠢᠳᠦᠨ ᠪᠦᠰᠡᠭᠦᠢ ᠮᠢᠨᠢ ᠠᠮᠢᠳᠤᠷᠠᠯ ᠳ᠋ᠦ ᠮᠢᠨᠢ ᠤᠳᠬ᠎ᠠ ᠠᠪᠴᠢᠷᠠᠯ᠎ᠠ
ONE $TEP:
ᠵᠢᠷᠦᠬᠡᠨ ᠴᠤᠬᠢᠯᠭ᠎ᠠ ᠶᠢ ᠬᠤᠷᠳᠤᠳᠬᠠᠭᠰᠠᠨ ᠲᠡᠷᠡᠬᠡᠨ ᠬᠠᠢᠷ᠎ᠠ ᠮᠢᠨᠢ ᠴᠢ ᠪᠠᠢᠯ᠎ᠠ
ᠵᠦᠪᠬᠡᠨ ᠴᠢᠮ᠎ᠠ ᠳ᠋ᠦ ᠪᠡᠨ ᠭᠡᠰᠡᠨ ᠦᠭᠡ ᠶᠢ ᠳᠡᠩᠳᠡᠭᠦᠦ ᠣᠯᠠᠨ ᠶᠠᠷᠢᠵᠤ ᠪᠠᠢᠯ᠎ᠠ
ᠬᠠᠢᠷᠠᠯᠠᠨ᠎ᠠ ᠳᠤᠷᠠᠯᠠᠨ᠎ᠠ ᠭᠡᠰᠡᠨ ᠦᠭᠡᠨ ᠦ ᠣᠳᠬ᠎ᠠ ᠭᠦᠨ ᠪᠠᠢᠳᠠᠭ
ᠬᠠᠶᠠ ᠲᠡᠭᠦᠨ ᠢ ᠣᠢᠯᠭᠠᠬᠤ ᠴᠠᠭ ᠮᠦᠴᠡ ᠢᠷᠡᠵᠤ ᠪᠠᠢᠳᠠᠭ
ᠬᠠᠷᠠᠴᠠᠨ ᠳ᠋ᠦ ᠮᠢᠨᠢ ᠴᠢᠨᠤ ᠬᠠᠢᠷ᠎ᠠ ᠶᠢᠨ ᠲᠤᠬᠠᠢ ᠦᠭᠡ ᠲᠤᠳᠤᠷᠠᠵᠤ ᠪᠠᠢᠬᠤ ᠳ᠋ᠦ
ᠵᠦᠪᠬᠡᠨ ᠴᠢ ᠮᠢᠨᠢ ᠣᠯᠵᠤ ᠮᠡᠳᠡᠵᠤ ᠣᠢᠯᠭᠠᠵᠤ ᠪᠠᠢᠬᠤ ᠶᠣᠰᠣᠲᠠᠢ᠂
ᠬᠠᠢᠷᠠᠯᠠᠨ᠎ᠠ᠂ ᠬᠠᠢᠷᠠᠯᠠᠨ᠎ᠠ ᠭᠡᠬᠦ ᠳ᠋ᠦ ᠬᠡᠵᠢᠶᠡᠳᠡ ᠠᠮᠠ ᠪᠠᠷᠳᠠᠮ
ᠰᠠᠨᠠᠭ᠎ᠠ ᠪᠤᠳᠣᠯ ᠵᠦᠪᠬᠡᠨ ᠴᠢᠮ᠎ᠠ ᠪᠠᠷ ᠳᠦᠭᠦᠷᠡᠩ
SANG:
ᠬᠦᠮᠦᠨ ᠵᠤᠨ ᠤ ᠤᠷᠤᠰᠬᠠᠯ ᠳᠤᠮᠳᠠ ᠬᠤᠷᠸ᠎ᠠ ᠨᠠᠮ᠎ᠠ ᠶᠢ ᠴᠢᠮ᠎ᠠ ᠲᠠᠢ ᠤᠴᠠᠷᠠᠭᠤᠯᠤᠯ᠎ᠠ
ᠵᠠᠭᠤᠷᠠᠳᠠ ᠶᠢᠨ ᠡᠨᠡᠬᠡᠨ ᠠᠮᠢᠳᠤᠷᠠᠯ ᠳ᠋ᠦ ᠪᠢ ᠵᠦᠪᠬᠡᠨ ᠴᠢᠮ᠎ᠠ ᠳ᠋ᠦ ᠪᠡᠨ ᠲᠤᠷᠠᠯᠠᠵᠠᠢ᠂
ᠬᠠᠷᠠᠴᠠ ᠲᠤᠯᠭᠠᠷᠠᠭᠰᠠᠨ ᠲᠡᠷᠡ ᠮᠦᠴᠡ ᠬᠠᠢᠯᠭᠠᠨ ᠰᠡᠳᠬᠢᠯ᠂ ᠴᠠᠢᠯᠭᠠᠨ ᠵᠠᠩ ᠳ᠋ᠦ ᠴᠢᠨᠢ
ᠲᠡᠩᠳᠡᠭᠦᠦ ᠪᠢ ᠰᠣᠭᠲᠤᠭᠤᠷᠤᠯ᠎ᠠ᠂ ᠪᠢ ᠴᠢᠨᠢ ᠴᠢᠮ᠎ᠠ ᠳ᠋ᠦ ᠪᠡᠨ ᠬᠠᠢᠷᠠᠲᠠᠢ
TIZA:
ᠬᠠᠢᠷᠠᠲᠠᠢ ᠭᠡᠰᠡᠨ ᠨᠢᠭᠡ ᠯᠠ ᠦᠭᠡ ᠬᠠᠷᠢᠨ ᠬᠡᠯᠡᠬᠦ ᠳ᠋ᠦ ᠬᠡᠴᠡᠭᠦᠦ ᠪᠠᠢᠵᠠᠢ
ᠬᠠᠵᠠᠭᠤ ᠪᠠᠷ ᠴᠢᠨᠢ ᠡᠷᠭᠢᠵᠤ ᠪᠠᠢᠭᠰᠠᠨ ᠴᠤ ᠬᠠᠮᠤᠭ ᠪᠤᠳᠤᠯ ᠢᠶᠠᠨ ᠶᠠᠷᠢᠭ᠎ᠠ ᠦᠭᠡᠢ
ᠴᠡᠪᠡᠷ ᠭᠡᠭᠡᠨᠴᠢᠷ ᠴᠢᠮ᠎ᠠ ᠳ᠋ᠦ ᠬᠠᠨᠳᠤᠨ ᠬᠠᠨᠢᠯᠠᠬᠤ ᠶᠢ ᠳᠠᠩᠴᠤ ᠪᠤᠳᠤᠭᠰᠠᠨ ᠴᠤ
ᠴᠡᠭᠡᠵᠢ ᠪᠡᠨ ᠪᠠᠯᠪᠠᠨ ᠳᠠᠭᠤ ᠦᠭᠡᠢ ᠬᠣᠴᠣᠴᠣᠭᠰᠠᠨ ᠳ᠋ᠦ ᠪᠡᠨ ᠬᠠᠷᠠᠮᠰᠠᠵᠤ ᠦᠪᠡᠷ ᠢ ᠪᠡᠨ ᠪᠤᠷᠤᠭᠤᠰᠢᠶᠠᠯ᠎ᠠ
ᠵᠠᠪᠰᠢᠶᠠᠨ ᠲᠠᠬᠢᠵᠤ ᠢᠷᠡᠨ᠎ᠡ ᠢᠤ ᠲᠤᠬᠢᠶᠠᠯ ᠲᠠᠬᠢᠵᠤ ᠤᠯᠳᠠᠨ᠎ᠠ ᠢᠦ
ᠬᠠᠢᠷ᠎ᠠ ᠶᠢᠨ ᠪᠤᠷᠬᠠᠨ ᠨᠠᠮ᠎ᠠ ᠶᠢ ᠢᠪᠡᠭᠡᠵᠤ ᠬᠠᠢᠷᠠᠨ ᠴᠢᠮ᠎ᠠ ᠶᠢ ᠪᠤᠤ ᠯᠠ ᠬᠣᠯᠳᠠᠭᠤᠯ᠎ᠠ
ᠲᠠᠬᠢᠨ ᠨᠠᠳᠠ ᠳ᠋ᠦ ᠵᠠᠪᠰᠢᠶᠠᠨ ᠪᠠᠢᠪᠠᠯ ᠲᠠᠬᠢᠵᠤ ᠴᠢᠮ᠎ᠠ ᠶᠢ ᠦᠩᠭᠡᠷᠡᠭᠡᠬᠦ ᠦᠭᠡᠢ
ᠠᠬᠢᠨ ᠨᠠᠳᠠ ᠳ᠋ᠦ ᠳᠤᠬᠢᠶᠠᠯ ᠪᠠᠢᠪᠠᠯ ᠠᠯᠢᠪᠠ ᠦᠭᠡ ᠪᠡᠨ ᠨᠢᠭᠤᠬᠤ ᠦᠭᠡᠢ
SANG:
ᠬᠦᠮᠦᠨ ᠵᠤᠨ ᠤ ᠤᠷᠤᠰᠬᠠᠯ ᠳᠤᠮᠳᠠ ᠬᠤᠷᠸ᠎ᠠ ᠨᠠᠮ᠎ᠠ ᠶᠢ ᠴᠢᠮ᠎ᠠ ᠲᠠᠢ ᠤᠴᠠᠷᠠᠭᠤᠯᠤᠯ᠎ᠠ
ᠵᠠᠭᠤᠷᠠᠳᠠ ᠶᠢᠨ ᠡᠨᠡᠬᠡᠨ ᠠᠮᠢᠳᠤᠷᠠᠯ ᠳ᠋ᠦ ᠪᠢ ᠵᠦᠪᠬᠡᠨ ᠴᠢᠮ᠎ᠠ ᠳ᠋ᠦ ᠪᠡᠨ ᠲᠤᠷᠠᠯᠠᠵᠠᠢ᠂
ONE $TEP:
ᠠᠮᠢᠳᠤᠷᠠᠯ ᠤᠨ ᠵᠠᠮ ᠳ᠋ᠦ ᠪᠡᠨ ᠴᠢᠮ᠎ᠠ ᠲᠠᠢ ᠤᠴᠠᠷᠠᠬᠤ ᠲᠡᠷᠡ ᠪᠤᠯ ᠮᠢᠨᠤ ᠵᠢᠷᠭᠠᠯ
ᠠᠯᠢᠪᠠ ᠪᠦᠬᠦᠨ ᠢᠶᠡᠨ ᠵᠣᠷᠢᠭᠤᠯᠬᠤ ᠭᠡᠰᠡᠨ ᠲᠡᠷᠡ ᠪᠤᠯ ᠮᠢᠨᠤ ᠪᠣᠳᠤᠯ
ᠢᠳᠡᠭᠡᠶ᠎ᠡ ᠳᠡᠳᠬᠦᠶ᠎ᠡ ᠭᠡᠵᠤ ᠬᠡᠯᠡᠭᠰᠡᠨ ᠪᠢᠳᠠ ᠬᠤᠶᠠᠷ ᠤᠨ ᠠᠮᠠᠯᠠᠯᠲᠠ
ᠢᠷᠡᠬᠦ ᠮᠠᠷᠭᠠᠰᠢ ᠶᠢᠨ ᠬᠠᠢᠷ᠎ᠠ ᠶᠢᠨ ᠠᠮᠢᠰᠬᠤᠯ ᠤᠯᠠᠮ ᠰᠢᠨ᠎ᠡ ᠰᠤᠷᠭᠤᠭ
ᠭᠤᠸᠠᠯᠢᠭ ᠲᠦᠷᠦᠭᠰᠡᠨ ᠲᠡᠷᠡ ᠦᠬᠢᠨ ᠴᠢ ᠪᠤᠯ ᠮᠢᠨᠤ ᠵᠠᠮᠴᠢ
ᠭᠤᠲᠤᠷᠠᠵᠤ ᠵᠦᠳᠡᠷᠡᠵᠦ ᠪᠠᠢᠬᠤ ᠳ᠋ᠦ ᠴᠢᠨᠢ ᠪᠢ ᠪᠤᠯ ᠴᠢᠨᠤ ᠲᠦᠰᠢᠭ
ᠴᠢᠮ᠎ᠠ ᠳᠠᠭᠠᠨ ᠪᠢ ᠴᠢᠨᠢ ᠬᠠᠢᠷᠠᠲᠠᠢ ᠪᠤᠯᠬᠤᠷ ᠬᠠᠷᠠᠮᠯᠠᠵᠤ ᠪᠠᠢᠳᠠᠭ
ᠨᠠᠳᠠ ᠳᠠᠭᠠᠨ ᠴᠢ ᠮᠢᠨᠢ ᠬᠠᠢᠷ᠎ᠠ ᠪᠠᠨ ᠦᠭᠭᠦᠭᠡᠴᠢ ᠬᠠᠢᠷ᠎ᠠ ᠪᠠᠨ ᠦᠭᠭᠦᠭᠡᠴᠢ
SANG:
ᠬᠦᠮᠦᠨ ᠵᠤᠨ ᠤ ᠤᠷᠤᠰᠬᠠᠯ ᠳᠤᠮᠳᠠ ᠬᠤᠷᠸ᠎ᠠ ᠨᠠᠮ᠎ᠠ ᠶᠢ ᠴᠢᠮ᠎ᠠ ᠲᠠᠢ ᠤᠴᠠᠷᠠᠭᠤᠯᠤᠯ᠎ᠠ
ᠵᠠᠭᠤᠷᠠᠳᠠ ᠶᠢᠨ ᠡᠨᠡᠬᠡᠨ ᠠᠮᠢᠳᠤᠷᠠᠯ ᠳ᠋ᠦ ᠪᠢ ᠵᠦᠪᠬᠡᠨ ᠴᠢᠮ᠎ᠠ ᠳ᠋ᠦ ᠪᠡᠨ ᠲᠤᠷᠠᠯᠠᠵᠠᠢ᠂
ᠬᠠᠷᠠᠴᠠ ᠲᠤᠯᠭᠠᠷᠠᠭᠰᠠᠨ ᠲᠡᠷᠡ ᠮᠦᠴᠡ ᠬᠠᠢᠯᠭᠠᠨ ᠰᠡᠳᠬᠢᠯ᠂ ᠴᠠᠢᠯᠭᠠᠨ ᠵᠠᠩ ᠳ᠋ᠦ ᠴᠢᠨᠢ
ᠲᠡᠩᠳᠡᠭᠦᠦ ᠪᠢ ᠰᠣᠭᠲᠤᠭᠤᠷᠤᠯ᠎ᠠ᠂ ᠪᠢ ᠴᠢᠨᠢ ᠴᠢᠮ᠎ᠠ ᠳ᠋ᠦ ᠪᠡᠨ ᠬᠠᠢᠷᠠᠲᠠᠢ
ᠬᠦᠮᠦᠨ ᠵᠤᠨ ᠤ ᠤᠷᠤᠰᠬᠠᠯ ᠳᠤᠮᠳᠠ ᠬᠤᠷᠸ᠎ᠠ ᠨᠠᠮ᠎ᠠ ᠶᠢ ᠴᠢᠮ᠎ᠠ ᠲᠠᠢ ᠤᠴᠠᠷᠠᠭᠤᠯᠤᠯ᠎ᠠ
ᠵᠠᠭᠤᠷᠠᠳᠠ ᠶᠢᠨ ᠡᠨᠡᠬᠡᠨ ᠠᠮᠢᠳᠤᠷᠠᠯ ᠳ᠋ᠦ ᠪᠢ ᠵᠦᠪᠬᠡᠨ ᠴᠢᠮ᠎ᠠ ᠳ᠋ᠦ ᠪᠡᠨ ᠲᠤᠷᠠᠯᠠᠵᠠᠢ᠂

更多>

K-AN最新专辑

更多>

K-AN最新歌曲